锤子音乐网
首页
搜索
音乐分类
最新入库
本周榜
热门榜
文章
首页
H.Q、ZebraZebra
Nutag
Nutag
H.Q、ZebraZebra
专辑:
NUTAG
时长:3:26
选择音质下载
在线试听
歌曲下载
选择需要的音质。若源文件暂时不可用,我们会明确提示实际提供的音质。
下载 MP3 128kbps
下载 MP3 320kbps
下载 FLAC 无损
歌词
下载歌词
作词 : H.Q/EBUL
作曲 : Zebra
ᠰᠥᠨᠢ ᠶ᠋ᠢᠨ ᠨᠠᠢᠮᠠᠨ ᠴᠠᠭ ᠢᠶᠠᠷ ᠪᠢ
ᠭᠡᠷ ᠡᠴᠡ ᠪᠡᠨ ᠭᠠᠷᠤᠯᠠ
ᠵᠡᠭᠦᠨ ᠭᠡᠷ ᠦᠨ ᠬᠡᠴᠡᠭᠦᠦ ᠨᠣᠬᠠᠢ
ᠬᠡᠨ ᠨᠢᠭᠡᠨ ᠳ᠋ᠦ ᠬᠤᠴᠠᠨᠠ
ᠬᠣᠲᠠᠨ ᠳ᠋ᠠᠭᠠᠨ ᠬᠣᠷᠢᠭᠠ ᠲᠠᠢ
ᠮᠠᠯ ᠤᠨ ᠮᠥᠭᠡᠷᠡᠬᠦ ᠳᠠᠭᠤᠨ
ᠵᠡᠭᠦᠨ ᠵᠠᠮ ᠢᠶᠠᠷ ᠥᠩᠭᠡᠷᠡᠵᠦ ᠭᠠᠷᠬᠤ
ᠲᠡᠷᠡ ᠨᠢᠭᠡ ᠮᠣᠲ᠋ᠣᠷ ᠤᠨ ᠳᠠᠭᠤᠨ
ᠲᠡᠭᠷᠢ ᠳᠡᠭᠡᠷᠡᠬᠢ ᠲᠡᠷᠭᠡᠯ ᠰᠠᠷᠠᠨ
ᠮᠢᠨᠤ ᠬᠠᠷᠠᠭᠠ ᠶ᠋ᠢ ᠲᠠᠲᠠᠨᠠ
ᠲᠡᠭᠦᠨ ᠦ ᠨᠠᠭᠠᠲᠤᠬᠢ ᠡᠭᠦᠯᠡ ᠲᠡᠭᠡᠭᠡᠳ
ᠡᠨᠳᠡ ᠲᠡᠨᠳᠡ ᠦᠭᠡᠢ ᠴᠣᠭᠣᠷᠠᠨᠠ
ᠴᠠᠭ ᠠᠭᠤᠷ ᠤᠨ ᠮᠡᠳᠡᠭᠡ
ᠣᠳᠣ ᠵᠦᠭ ᠴᠢᠭ ᠦᠭᠡᠢ ᠪᠣᠯᠣᠭᠰᠠᠨ
ᠪᠣᠷᠣᠭᠠᠨ ᠤ ᠴᠢᠮᠡᠭᠡ ᠪᠠᠰᠠ
ᠴᠢᠬᠢᠨ ᠳ᠋ᠦ ᠬᠠᠩᠭᠢᠨᠠᠭᠠᠳ ᠭᠠᠷᠤᠭᠰᠠᠨ
ᠥᠨᠢᠷ ᠬᠠᠷᠠᠩᠭᠤᠢ ᠶ᠋ᠢᠨ
ᠳᠣᠲᠣᠷᠠ ᠡᠴᠠ ᠲᠡᠮᠡᠦᠯᠦᠭᠰᠡᠨ
ᠬᠥᠭᠡᠷᠦᠬᠦᠢ ᠨᠤᠲᠤᠭ ᠮᠢᠨᠢ
ᠨᠠᠮᠠᠶ᠋ᠢ ᠪᠠᠨ ᠭᠡᠶᠢᠭᠦᠯᠦᠭᠰᠡᠨ
ᠰᠠᠶᠢᠬᠠᠨ ᠮᠥᠷᠥᠭᠡᠳᠦᠯ
ᠡᠷᠬᠢᠮ ᠲᠥᠷᠥᠭᠳᠡᠯ
ᠬᠠᠷᠠ ᠲᠡᠷᠢᠭᠦᠲᠡᠨ ᠢ
ᠪᠤᠴᠠᠭᠠᠬᠤ ᠨᠢ ᠮᠠᠷᠲᠠᠭᠳᠠᠯ
ᠮᠥᠩᠬᠡ ᠶ᠋ᠢᠨ ᠣᠷᠣᠰᠢᠬᠤ ᠨᠤᠲᠤᠭ
ᠥᠷᠥ ᠵᠢᠷᠦᠬᠡᠨ ᠦ ᠮᠢᠨᠢ ᠰᠢᠲᠦᠭᠡᠨ
ᠨᠠᠷᠠᠯᠠᠭ ᠬᠤᠷᠸᠠ ᠶ᠋ᠢᠨ ᠨᠤᠭᠤᠴᠠᠭᠠᠨ ᠳ᠋ᠤ
ᠨᠠᠳᠠ ᠳ᠋ᠤ ᠭᠣᠮᠣᠳᠠᠨ ᠵᠡᠭᠦᠳᠦᠯᠡᠵᠦ
ᠪᠠᠶᠢᠭᠠ ᠪᠣᠯᠪᠠ ᠦᠦ
ᠠᠶᠢᠯ ᠤᠨ ᠮᠢᠨᠢ ᠵᠡᠭᠦᠨᠳ᠋ᠡᠬᠢ
ᠭᠣᠣᠯ ᠤᠨ ᠮᠢᠨᠢ ᠳᠠᠩ
ᠠᠯᠢᠶᠠᠷᠬᠠᠵᠤ ᠪᠠᠶᠢᠭᠰᠠᠨ
ᠪᠠᠭᠠ ᠶ᠋ᠢᠨ ᠮᠢᠨᠢ ᠨᠠᠰᠤ
ᠠᠯᠠ ᠲᠠᠢ ᠲᠡᠷᠡ ᠥᠮᠥᠳᠦ ᠪᠡᠨ
ᠴᠢᠷᠴᠦ ᠪᠠᠶᠢᠭᠰᠠᠨ ᠴᠠᠭ
ᠠᠪᠤ᠋ ᠡᠴᠠ ᠪᠠᠨ ᠵᠠᠢ ᠦᠭᠡᠢ
ᠳᠠᠭᠠᠵᠤ ᠪᠠᠶᠢᠭᠰᠠᠨ ᠨᠠᠰᠤ
ᠠᠩᠬᠠ ᠪᠢ ᠬᠥᠯ ᠳ᠋ᠦ ᠣᠷᠣᠬᠤ ᠳ᠋ᠤ
ᠭᠢᠰᠬᠢᠵᠦ ᠪᠠᠶᠢᠭᠰᠠᠨ ᠭᠠᠵᠠᠷ ᠰᠢᠷᠣᠢ
ᠣᠳᠣ ᠲᠡᠭᠦᠨ ᠢ ᠮᠢᠨᠢ ᠬᠠᠶᠢᠷᠠᠯᠠᠵᠤ
ᠪᠣᠷᠣᠭᠠᠨ ᠳᠡᠭᠡᠷᠡ ᠡᠴᠡ ᠬᠤᠷᠳᠤᠨ ᠣᠷᠣ ᠡ
ᠨᠤᠲᠤᠭ ᠤᠨ ᠮᠢᠨᠢ ᠰᠢᠮᠡ ᠪᠣᠯᠣᠭᠰᠠᠨ
ᠵᠢᠪᠲᠦ ᠶ᠋ᠢᠨ ᠮᠢᠨᠢ ᠭᠣᠣᠯ
ᠤᠷᠤᠰᠬᠠᠯ ᠴᠢᠨᠢ ᠬᠡᠵᠢᠶᠡᠳᠡ
ᠬᠦᠴᠦᠲᠡᠢ ᠪᠡᠷ ᠢᠶ᠋ᠡᠨ ᠪᠠᠢ
ᠥᠨᠢᠷ ᠬᠠᠷᠠᠩᠭᠤᠢ ᠶ᠋ᠢᠨ
ᠳᠣᠲᠣᠷᠠ ᠡᠴᠠ ᠲᠡᠮᠡᠦᠯᠦᠭᠰᠡᠨ
ᠬᠥᠭᠡᠷᠦᠬᠦᠢ ᠨᠤᠲᠤᠭ ᠮᠢᠨᠢ
ᠨᠠᠮᠠᠶ᠋ᠢ ᠪᠠᠨ ᠭᠡᠶᠢᠭᠦᠯᠦᠭᠰᠡᠨ
ᠰᠠᠶᠢᠬᠠᠨ ᠮᠥᠷᠥᠭᠡᠳᠦᠯ
ᠡᠷᠬᠢᠮ ᠲᠥᠷᠥᠭᠳᠡᠯ
ᠬᠠᠷᠠ ᠲᠡᠷᠢᠭᠦᠲᠡᠨ ᠢ
ᠪᠤᠴᠠᠭᠠᠬᠤ ᠨᠢ ᠮᠠᠷᠲᠠᠭᠳᠠᠯ
ᠮᠥᠩᠬᠡ ᠶ᠋ᠢᠨ ᠣᠷᠣᠰᠢᠬᠤ ᠨᠤᠲᠤᠭ
ᠥᠷᠥ ᠵᠢᠷᠦᠬᠡᠨ ᠦ ᠮᠢᠨᠢ ᠰᠢᠲᠦᠭᠡᠨ
ᠨᠠᠷᠠᠯᠠᠭ ᠬᠤᠷᠸᠠ ᠶ᠋ᠢᠨ ᠨᠤᠭᠤᠴᠠᠭᠠᠨ ᠳ᠋ᠤ
ᠨᠠᠳᠠ ᠳ᠋ᠤ ᠭᠣᠮᠣᠳᠠᠨ ᠵᠡᠭᠦᠳᠦᠯᠡᠵᠦ
ᠪᠠᠶᠢᠭᠠ ᠪᠣᠯᠪᠠ ᠦᠦ
ᠶᠠᠳᠠᠭᠰᠠᠨ ᠬᠣᠲᠠ ᠳ᠋ᠤ
ᠬᠠᠪᠤᠷ ᠢᠷᠡᠬᠦ ᠨᠢ ᠬᠣᠯᠠ
bi bol eb you. ᠲᠠ ᠨᠠᠷ ᠲᠠᠨᠢᠯᠴᠠᠭᠠᠳ all
Rap ᠢᠶᠠᠷ ᠪᠣᠳᠣᠯ ᠢᠶᠡᠨ
ᠴᠠᠳᠬᠠᠵᠤ ᠪᠠᠶᠢᠭᠠ
ᠮᠢᠨᠤ ᠤᠮᠳᠠ ᠬᠣᠭᠣᠯᠠ
ᠨᠤᠲᠤᠭ ᠤᠨ ᠮᠠᠨᠠᠭᠠ ᠪᠣᠯᠣᠨ
ᠡᠨᠳᠡ ᠡᠴᠡ ᠥᠭᠦᠯᠡᠭᠰᠡᠨ ᠶᠤᠮ
ᠡᠬᠡ ᠨᠤᠲᠤᠭ ᠤᠨ ᠨᠠᠮ ᠬᠥᠮ
ᠠᠨᠢᠷ ᠦᠭᠡᠢ ᠨᠠᠮᠠᠶ᠋ᠢ
ᠳᠡᠮᠵᠢᠨᠡ ᠰᠡᠳᠬᠢᠯ ᠦᠨ ᠭᠦᠨ ᠳ᠋ᠦ
ᠪᠢᠳᠠᠨ ᠤ ᠣᠷᠣᠨ ᠵᠠᠢ
ᠪᠢᠳᠠᠨ ᠤ ᠡᠷᠬᠡ ᠠᠰᠢᠭ
ᠠᠭᠤᠯᠠ ᠲᠦᠰᠢᠭ
ᠪᠢᠳᠠᠨ ᠤ ᠦᠦᠬᠡ ᠲᠡᠦᠬᠡ
ᠥᠭᠦᠯᠡᠭᠰᠡᠨ rap
ᠠᠯᠢᠪᠠ ᠪᠦᠬᠦᠨ
ᠮᠣᠩᠭᠣᠯ ᠨᠤᠲᠤᠭ ᠲᠤ ᠮᠢᠨᠢ
ᠣᠩᠭᠣᠨ ᠪᠣᠯᠣᠭᠠᠰᠠᠢ
ᠬᠣᠶᠠᠷ ᠰᠠᠷᠠ ᠬᠣᠵᠢᠮᠳᠠᠭᠰᠠᠨ
ᠪᠣᠷᠣᠭᠠ ᠭᠠᠳᠠᠨᠠ ᠱᠠᠭᠢᠵᠤ ᠪᠠᠶᠢᠨᠠ
ᠬᠣᠶᠠᠷ ᠴᠠᠭ ᠤᠨ ᠳᠣᠲᠣᠷᠠ ᠪᠠᠰᠠ
ᠬᠡᠳᠦ ᠤᠳᠠᠭᠠ ᠵᠣᠭᠰᠣᠵᠤ ᠪᠠᠶᠢᠨᠠ
ᠬᠥᠭᠡᠷᠦᠬᠦᠢ ᠡᠮᠡᠭᠡ ᠮᠢᠨᠢ
ᠭᠠᠳᠠᠨᠠ ᠭᠠᠷᠴᠤ ᠠᠷᠭᠠᠯ ᠳᠠᠷᠤᠨᠠ
ᠬᠥᠮᠥᠨ ᠦ ᠰᠡᠳᠬᠢᠯ ᠳ᠋ᠦ
ᠰᠠᠶᠢᠨ ᠰᠠᠶᠢᠬᠠᠨ ᠵᠦᠢᠯ
ᠲᠡᠭᠡᠭᠡᠳ ᠤᠷᠭᠤᠵᠤ ᠭᠠᠷᠤᠨᠠ
ᠬᠦᠦ ᠶ᠋ᠢᠨ ᠦᠶᠡ ᠳ᠋ᠦ ᠮᠢᠨᠢ
ᠡᠨᠳᠡ ᠪᠡᠨ ᠪᠠᠰᠠ ᠠᠮᠢᠳᠤᠷᠠᠬᠤ ᠪᠠᠶᠢᠬᠤ
ᠬᠥᠮᠥᠨ ᠪᠣᠯᠬᠤ ᠤᠬᠠᠭᠠᠨ ᠢ
ᠡᠨᠳᠡ ᠡᠴᠡ ᠪᠡᠨ ᠡᠬᠢᠯᠡᠬᠦ ᠪᠠᠶᠢᠬᠤ
ᠰᠤᠷᠬᠤ ᠪᠠᠶᠢᠬᠤ ᠡᠬᠢᠯᠡᠬᠦ ᠪᠠᠶᠢᠬᠤ
ᠡᠨᠳᠡ ᠡᠴᠠ ᠪᠠᠨ ᠡᠬᠢᠯᠡᠬᠦ ᠪᠠᠶᠢᠬᠤ
ᠬᠥᠳᠡᠭᠡ ᠨᠤᠲᠤᠭ ᠮᠢᠨᠢ
ᠶᠠᠭᠤᠨ ᠡᠴᠠ ᠴᠦ ᠢᠯᠡᠭᠦᠦ ᠰᠠᠶᠢᠬᠠᠨ
ᠥᠨᠢᠷ ᠬᠠᠷᠠᠩᠭᠤᠢ ᠶ᠋ᠢᠨ
ᠳᠣᠲᠣᠷᠠ ᠡᠴᠠ ᠲᠡᠮᠡᠦᠯᠦᠭᠰᠡᠨ
ᠬᠥᠭᠡᠷᠦᠬᠦᠢ ᠨᠤᠲᠤᠭ ᠮᠢᠨᠢ
ᠨᠠᠮᠠᠶ᠋ᠢ ᠪᠠᠨ ᠭᠡᠶᠢᠭᠦᠯᠦᠭᠰᠡᠨ
ᠰᠠᠶᠢᠬᠠᠨ ᠮᠥᠷᠥᠭᠡᠳᠦᠯ
ᠡᠷᠬᠢᠮ ᠲᠥᠷᠥᠭᠳᠡᠯ
ᠬᠠᠷᠠ ᠲᠡᠷᠢᠭᠦᠲᠡᠨ ᠢ
ᠪᠤᠴᠠᠭᠠᠬᠤ ᠨᠢ ᠮᠠᠷᠲᠠᠭᠳᠠᠯ
ᠮᠥᠩᠬᠡ ᠶ᠋ᠢᠨ ᠣᠷᠣᠰᠢᠬᠤ ᠨᠤᠲᠤᠭ
ᠥᠷᠥ ᠵᠢᠷᠦᠬᠡᠨ ᠦ ᠮᠢᠨᠢ ᠰᠢᠲᠦᠭᠡᠨ
ᠨᠠᠷᠠᠯᠠᠭ ᠬᠤᠷᠸᠠ ᠶ᠋ᠢᠨ ᠨᠤᠭᠤᠴᠠᠭᠠᠨ ᠳ᠋ᠤ
ᠨᠠᠳᠠ ᠳ᠋ᠤ ᠭᠣᠮᠣᠳᠠᠨ ᠵᠡᠭᠦᠳᠦᠯᠡᠵᠦ
ᠪᠠᠶᠢᠭᠠ ᠪᠣᠯᠪᠠ ᠦᠦ
相关歌曲
暂无相关歌曲
上一首
下一首